​ᠮᠣᠩᠭᠤᠯ ᠰᠣᠳᠣᠯᠣᠯ ᠤᠨ ᠳᠡᠭᠡᠳᠦ ᠰᠤᠷᠭᠠᠭᠤᠯᠢ《 ᠠᠨᠠᠷ ᠠᠨᠳᠠ 》ᠵᠠᠯᠠᠭᠤᠴᠤᠳ ᠤᠨ ᠥᠰᠥᠨ ᠪᠣᠢᠢᠵᠢᠯᠲᠠ ᠶᠢᠨ ᠴᠢᠯᠦᠭᠡᠲᠦ ᠶᠠᠷᠢᠯᠴᠠᠭ᠎ᠠ ᠥᠷᠨᠢᠭᠦᠯᠪᠡ

ᠣᠯᠠᠨ ᠦᠨᠳᠦᠰᠦᠲᠡᠨ ᠦ ᠰᠤᠷᠤᠭᠴᠢᠳ ᠤᠨ ᠬᠠᠷᠢᠯᠴᠠᠨ ᠠᠭᠤᠰᠤᠯᠴᠠᠨ ᠦᠰᠦᠨ ᠪᠣᠶᠢᠵᠢᠬᠤ ᠨᠡᠶᠢᠭᠡᠮ ᠲᠣᠭᠣᠷᠢᠭ ᠤᠨ ᠪᠥᠲᠥᠭᠡᠨ ᠪᠠᠶᠢᠭᠤᠯᠤᠯᠲᠠ ᠶᠢᠨ ᠠᠷᠭ᠎ᠠ ᠵᠠᠮ ᠢ ᠤᠯᠠᠮ ᠨᠢᠭᠡ ᠠᠯᠬᠤᠮ ᠰᠦᠪᠡᠭᠴᠢᠯᠡᠵᠦ ᠂ ᠵᠢᠷᠭᠠᠯ ᠵᠣᠪᠠᠯᠠᠩ ᠢᠶᠠᠨ ᠬᠠᠮᠲᠤᠳᠬᠠᠬᠤ ᠂ ᠥᠭᠦᠵᠦ ᠰᠡᠭᠡᠬᠦ ᠪᠡᠨ ᠬᠠᠮᠲᠤᠳᠬᠠᠬᠤ ᠂ ᠬᠤᠪᠢ ᠵᠠᠶᠠᠭ᠎ᠠ ᠪᠠᠨ ᠬᠠᠮᠲᠤᠳᠬᠠᠬᠤ ᠬᠠᠮᠲᠤ ᠶᠢᠨ ᠴᠣᠭᠴᠠ ᠶᠢᠨ ᠣᠨᠣᠯᠵᠢᠬᠤᠨ ᠢ ᠪᠠᠲᠤ ᠪᠠᠬᠢ ᠪᠣᠯᠭᠠᠬᠤ ᠶᠢᠨ ᠲᠥᠯᠥᠭᠡ ᠂ ᠮᠣᠩᠭᠣᠯ ᠰᠤᠳᠤᠯᠤᠯ ᠤᠨ ᠳᠡᠭᠡᠳᠦ ᠰᠤᠷᠭᠠᠭᠤᠯᠢ ᠨᠢ ᠭᠠᠷ ᠭᠠᠷ ᠢᠶᠠᠨ ᠬᠣᠯᠪᠣᠯᠴᠠᠭᠰᠠᠨ ᠰᠠᠶᠢᠨ ᠠᠨᠳᠠ ᠠᠨᠳᠠ ᠪᠠᠷᠢᠯᠳᠤᠬᠰᠠᠨ ᠠᠩᠭᠢ 2021 ᠣᠨ ᠤ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ ᠬᠡᠯᠡ ᠤᠳᠬ᠎ᠠ ᠵᠣᠬᠢᠶᠠᠯ ( ᠰᠠᠭᠤᠷᠢᠨ ᠭᠠᠵᠠᠷ ᠤᠨ ᠠᠩᠭᠢ ) ᠪᠣᠯᠤᠨ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ ᠬᠡᠯᠡ ᠤᠳᠬ᠎ᠠ ᠵᠣᠬᠢᠶᠠᠯ ( ᠮᠣᠩᠭᠣᠯ ᠬᠡᠯᠡ ᠤᠳᠬ᠎ᠠ ᠵᠣᠬᠢᠶᠠᠯ ᠤᠨ ᠠᠩᠭᠢ )  ᠤᠨ ᠬᠠᠮᠲᠤ ᠰᠤᠷᠤᠭᠴᠢᠳ 2022 ᠣᠨ ᠤ 3 ᠳ᠋ᠤᠭᠠᠷ ᠰᠠᠷ᠎ᠠ ᠶᠢᠨ 24  ᠦ ᠡᠳᠦᠷ ᠦᠨ ᠦᠳᠡ ᠶᠢᠨ ᠬᠣᠶᠢᠨᠠᠬᠢ 3 ᠄ 00 ᠴᠠᠭ ᠲᠤ ᠠᠨᠡᠷ ᠠᠨᠳᠠ ᠵᠠᠯᠠᠭᠤᠴᠤᠳ ᠤᠨ ᠦᠰᠦᠨ ᠪᠤᠢᠵᠢᠯᠳᠠ ᠢᠢᠨ ᠴᠢᠯᠦᠭᠡᠳᠦ ᠶᠠᠷᠢᠯᠴᠠᠯᠭ᠎ᠠ ᠵᠢ ᠡᠷᠭᠢᠯᠡᠪᠡ᠃ ᠳᠡᠭᠡᠳᠦ ᠰᠤᠷᠭᠠᠭᠤᠯᠢ ᠶᠢᠨ ᠨᠠᠮ ᠤᠨ ᠬᠣᠷᠢᠶᠠᠨ ᠤ ᠳᠡᠳ᠋ ᠱᠦᠵᠢ ᠰᠠᠴᠤᠷᠠ ᠂ ᠵᠠᠯᠠᠭᠤ ᠪᠠᠭᠰᠢ ᠰᠠᠴᠤᠷᠠᠩᠭᠤᠢ ᠂ ᠦᠨᠳᠦᠰᠦᠨ ᠠᠩᠭᠢ ᠶᠢᠨ ᠰᠣᠷᠣᠭᠴᠢ ᠶᠢᠨ ᠬᠠᠪᠰᠤᠷᠤᠨ ᠵᠢᠯᠣᠭᠣᠳᠣᠭᠴᠢ ᠡᠭᠦᠯᠡᠩᠬᠤᠸᠠᠷ ᠂ ᠠᠩᠭᠢ ᠶᠢᠨ ᠡᠷᠬᠢᠯᠡᠭᠴᠢ ᠤᠶᠠᠩᠭ᠎ᠠ ᠳ᠋ᠣᠺᠲ᠋ᠣᠷ ᠂ ᠨᠠᠬᠢᠶ᠎ᠠ ᠳ᠋ᠣᠺᠲ᠋ᠣᠷ ᠵᠢᠴᠢ ᠨᠠᠶᠢᠵᠠ ᠢᠢᠨ ᠦᠶ᠎ᠡ ᠢᠢᠨ ᠠᠩᠭᠢ ᠢᠢᠨ ᠡᠷᠬᠢᠯᠡᠭᠴᠢ ᠬᠠᠶᠢᠷ᠎ᠠ ᠣᠷᠣᠯᠴᠠᠪᠠ᠃


31C33


ᠬᠣᠶᠠᠷ ᠠᠩᠬᠢ ᠢᠢᠨ ᠨᠦᠭᠦᠳ ᠨᠠᠷ ᠠᠨᠳᠠ ᠪᠠᠷᠢᠯᠳᠤᠬᠤ ᠬᠠᠷᠢᠯᠴᠠᠨ ᠬᠠᠪᠰᠤᠷᠤᠯᠴᠠᠬᠤ ᠳᠤᠭᠤᠶᠢᠯᠠᠩ ᠢᠶᠠᠷ ᠲᠠᠮᠵᠢᠨ ᠂ ᠦᠭᠡ ᠬᠡᠯᠡ ᠦᠰᠦᠭ ᠪᠢᠴᠢᠭ ᠢᠶᠡᠨ ᠰᠤᠷᠤᠯᠴᠠᠬᠤ ᠳᠤᠮᠳᠠ ᠬᠠᠷᠢᠯᠴᠠᠨ ᠬᠠᠪᠰᠤᠷᠤᠯᠴᠠᠵᠤ ᠂ ᠯᠠᠪᠳᠠᠭᠤᠨ ᠪᠠᠲᠤᠲᠠᠢ ᠪᠠᠷ ᠡᠷᠡᠮᠡᠬᠡᠶᠢᠯᠡᠨ ᠤᠷᠤᠭᠰᠢᠯᠠᠵᠤ ᠂ ᠴᠤᠭ ᠪᠠᠳᠠᠷᠠᠩᠭᠤᠢ ᠥᠭᠡᠳᠡᠯᠡᠨ ᠲᠠᠪᠰᠢᠬᠰᠠᠨ ᠵᠠᠯᠠᠭᠤᠴᠤᠳ ᠤᠨ ᠴᠤᠭ ᠵᠢᠪᠬᠤᠭ᠎ᠠ ᠵᠢ ᠬᠠᠷᠠᠭᠤᠯᠵᠤ ᠂ ᠪᠦᠯᠬᠦᠮᠳᠡᠨ ᠨᠢᠭᠲᠠᠷᠠᠭᠰᠠᠨ ᠨᠢᠭᠡ ᠭᠡᠷ ᠦᠨ ᠬᠥᠮᠦᠰ ᠤᠨ ᠵᠤᠷᠢᠭ ᠰᠠᠨᠠᠭ᠎ᠠ ᠢᠯᠡᠷᠡᠭᠦᠯᠪᠡ᠃ ᠰᠤᠷᠤᠭᠴᠢᠳ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠪᠠ ᠮᠣᠩᠭᠣᠯ ᠬᠡᠯᠡ ᠪᠡᠷ ᠥᠪᠡᠷ ᠦᠨ ᠰᠤᠷᠭᠠᠭᠤᠯᠢ ᠳᠤ ᠣᠷᠣᠭᠰᠠᠨ ᠠᠴᠠ ᠨᠠᠭᠠᠰᠢᠬᠢ ᠣᠯᠤᠯᠲᠠ ᠪᠠ ᠰᠢᠨ᠎ᠡ ᠰᠤᠷᠤᠯᠭ᠎ᠠ ᠶᠢᠨ ᠬᠤᠭᠤᠴᠠᠭᠠᠨ ᠤ ᠲᠥᠯᠥᠪᠯᠡᠭᠡ ᠪᠡᠨ ᠳᠡᠯᠭᠡᠨ ᠦᠵᠡᠭᠦᠯᠵᠦ ᠂ ᠰᠤᠷᠤᠭᠴᠢᠳ ᠤᠨ ᠬᠣᠶᠠᠷ ᠵᠦᠶᠯ ᠦᠨ ᠦᠭᠡ ᠬᠡᠯᠡ ᠥᠰᠥᠭ ᠪᠢᠴᠢᠭ ᠢ ᠡᠵᠡᠮᠰᠢᠨ ᠬᠡᠷᠡᠭᠯᠡᠬᠦ ᠴᠢᠳᠠᠪᠤᠷᠢ ᠪᠠ ᠬᠣᠶᠠᠷ ᠠᠩᠭᠢ ᠶᠢᠨ ᠰᠤᠷᠤᠭᠴᠢᠳ ᠤᠨ ᠠᠨᠳᠠ ᠪᠠᠷᠢᠯᠳᠤᠭᠰᠠᠨ ᠵᠠᠯᠠᠭᠤ ᠨᠠᠰᠤᠨ ᠤ ᠨᠠᠨᠳᠢᠨ ᠨᠥᠬᠥᠷᠯᠡᠯ ᠢ ᠢᠯᠡᠷᠡᠭᠦᠯᠪᠡ᠃


9C95E


ᠬᠢᠵᠢᠭ ᠦᠨ ᠪᠠᠶᠢᠳᠠᠯ ᠨᠢ ᠰᠤᠷᠭᠠᠭᠤᠯᠢ ᠶᠢᠨ ᠬᠦᠷᠢᠶᠡᠨ ᠳᠤ ᠬᠤᠷᠠᠨ ᠴᠤᠭᠯᠠᠷᠠᠬᠤ ᠶᠢ ᠬᠠᠷᠰᠢᠯᠠᠵᠤ ᠂ ᠲᠦᠷᠪᠡᠨ ᠵᠦᠭ ᠨᠠᠢᠮᠠᠨ ᠵᠣᠪᠬᠢᠰ ᠤᠨ ᠪᠠᠭᠰᠢ ᠰᠤᠷᠤᠭᠴᠢᠳ ᠡᠭᠦᠯᠡᠨ ᠠᠶᠠᠰ ᠢᠶᠠᠷ ᠪᠣᠯᠵᠣᠵᠠᠢ᠃ ᠮᠢᠩᠭᠠᠨ ᠭᠠᠵᠠᠷ ᠤᠨ ᠬᠤᠯᠠ ᠡᠴᠡ ᠬᠦᠰᠡᠯᠡᠩ ᠢᠶᠡᠨ ᠶᠠᠷᠢᠯᠴᠠᠨ ᠦᠰᠦᠨ ᠪᠣᠶᠢᠵᠢᠯᠳᠠ ᠢᠢᠨ ᠳᠤᠬᠠᠢ ᠶᠠᠷᠢᠯᠴᠠᠵᠤ ᠂ ᠳᠤᠮᠳᠠᠳᠤ ᠶᠢᠨ ᠦᠨᠳᠦᠰᠦᠲᠡᠨ ᠦ ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠬᠠᠮᠲᠤ ᠪᠠᠷ ᠴᠣᠭᠴᠠᠯᠠᠵᠤ ᠂ ᠭᠠᠷ ᠭᠠᠷ ᠢᠶᠠᠨ ᠬᠥᠲᠥᠯᠥᠯᠴᠡᠨ᠂ ᠰᠡᠳᠬᠢᠯ ᠵᠢᠷᠦᠬᠡ ᠪᠡᠨ ᠬᠣᠯᠪᠣᠵᠤ ᠂ ᠰᠠᠨᠠᠭ᠎ᠠ ᠨᠢᠭᠡᠳᠦᠨ ᠳᠤᠮᠳᠠᠳᠤ ᠶᠢᠨ ᠵᠡᠭᠦᠳᠦ ᠶᠢ ᠬᠠᠮᠲᠤ ᠪᠠᠷ ᠲᠡᠷᠭᠡᠯᠰᠢᠭᠦᠯᠦᠶ᠎ᠡ᠃